Zurag Shig (Single Version)-Sukiii/Sumenhuar/C-Family
DOLBY 杜比全景声 下载
臻品母带 下载
臻品全景声 下载
臻品音质
HIRES Hi-Res 下载
FLAC 无损flac 百度云网盘下载
APE 无损ape 格式下载
320MP3 极高mp3 歌曲下载
128MP3 标准mp3 百度网盘下载
192OGG 较高ogg 下载
192AAC 较高aac 下载
96AAC 标准aac 百度云下载
Loading...
TXT Zurag Shig (Single Version)-Sukiii/Sumenhuar/C-Family 文本歌词
Zurag Shig - Sukiii/Sumenhuar/C-Family/Uuulee
词:Sukiii
曲:Sukiii
编曲:Sukiii
ᠨᠤᠲᠤᠭ ᠤᠨ ᠰᠢᠷᠤᠢ ᠠᠴᠠ ᠪᠠᠨ ᠰᠢᠮ ᠡ ᠬᠦᠷᠲᠡᠵᠦ ᠪᠢ ᠡᠷ ᠡ ᠶᠢᠨ ᠴᠡᠭᠡᠯ ᠳᠦ ᠨᠢ ᠬᠦᠷᠦᠭᠰᠡᠨ ᠬᠤᠶᠢᠨ ᠠ
ᠠᠯᠢ ᠬᠣᠯᠠ ᠶᠢᠨ ᠭᠠᠵᠠᠷ ᠲᠤ ᠪᠢ ᠴᠡᠭᠡᠵᠢ ᠲᠡᠨᠢᠭᠦᠨ ᠠᠯᠬᠤᠵᠤ ᠪᠠᠶᠢᠨ ᠠ
ᠠᠭᠲᠠ ᠶᠢᠨ ᠨᠢᠷᠤᠭᠤᠨ ᠳᠡᠭᠡᠷ ᠡ ᠡᠴᠡ ᠠᠯᠠᠭ ᠳᠡᠯᠡᠬᠡᠢ ᠶᠢᠨ ᠰᠠᠯᠬᠢ ᠶᠢ ᠬᠠᠭᠠᠯᠤᠨ ᠠ
ᠲᠠᠩᠰᠣᠭ ᠠᠭᠤᠳᠠᠮ ᠵᠠᠮ ᠢᠶᠠᠷ ᠲᠠᠯ ᠠ ᠶᠢᠨ ᠴᠡᠴᠡᠭ ᠢ ᠬᠠᠷᠠᠭᠠᠨ ᠳᠤ ᠲᠠᠭᠠᠯᠠᠨ ᠠ
ᠠᠬᠢᠵᠤ ᠲᠦᠷᠦᠭᠰᠡᠨ ᠪᠣᠯ ᠪᠢ ᠡᠨ᠋ᠳᠡ ᠪᠡᠨ ᠲᠠᠬᠢᠨ ᠲᠦᠷᠦᠬᠦ
ᠴᠣᠬᠢᠯᠲᠠ ᠪᠦᠬᠦᠢ ᠵᠢᠷᠦᠬᠡᠨ ᠳᠥ ᠮᠢᠨᠢ ᠡᠬᠡ ᠨᠤᠲᠤᠭ ᠤᠨ ᠳᠥᠷᠬᠦ
ᠬᠤᠭᠤᠷ ᠤᠨ ᠡᠭᠡᠰᠢᠭ ᠂ ᠬᠥᠭᠡᠮᠡᠢ ᠶᠢᠨ ᠠᠶᠠᠯᠭᠤ ᠳᠤ ᠤᠶᠠᠷᠠᠨ ᠳᠣᠭᠳᠣᠯᠵᠣ ᠪᠠᠶᠢᠭ ᠠ
ᠮᠢᠨᠦ ᠤᠶᠠᠬᠠᠨ ᠰᠡᠳᠭᠢᠯ ᠦᠨ ᠮᠢᠨᠢ ᠠᠷᠭᠠᠮᠵᠢᠶ ᠠ ᠪᠣᠯᠣᠭᠰᠠᠨ ᠨᠤᠲᠤᠭ ᠲᠤ ᠪᠠᠨ ᠬᠦᠷᠬᠦ
ᠮᠢᠨᠦ ᠲᠥᠷᠥᠭᠰᠡᠨ ᠨᠤᠲᠤᠭ ᠶᠠᠭ ᠯᠠ ᠵᠢᠷᠤᠭ ᠰᠢᠭ
ᠮᠡᠨ᠋ᠳᠦ ᠶᠢᠨ ᠴᠡᠩᠬᠡᠷ ᠬᠠᠳᠠᠭ ᠢᠶᠠᠨ ᠳᠡᠯᠬᠡᠨ ᠤᠷᠢᠬᠤ ᠰᠢᠭ
ᠬᠣᠯᠠ ᠶᠢᠨ ᠣᠯᠠᠨ ᠬᠦᠮᠦᠰ ᠵᠣᠷᠢᠨ ᠢᠷᠡᠬᠦ ᠰᠢᠭ
ᠬᠣᠷᠸ ᠠ ᠳᠡᠯᠡᠬᠡᠢ ᠪᠢᠳᠡᠨ ᠦ ᠳᠠᠭᠤᠤ ᠪᠠᠷ ᠰᠡᠷᠡᠬᠦ ᠰᠢᠭ
ᠮᠠᠰᠢᠨ ᠲᠠᠪᠬᠢᠬᠤ ᠬᠤᠷᠳᠤ ᠲᠠᠢ ᠵᠤᠨ ᠤ ᠭᠤᠷᠪᠠᠨ ᠰᠠᠷ ᠠ
ᠮᠠᠭᠠᠳ ᠤᠶᠢᠳᠬᠠᠷ ᠭᠤᠨᠢᠭ ᠵᠢᠡᠨ ᠣᠷᠬᠢᠨ ᠣᠳᠣ ᠰᠡᠷᠢ
ᠠᠭᠤᠯᠠᠰ ᠡᠭᠦᠯᠡᠰ ᠦᠨ ᠳᠡᠭᠡᠭᠦᠷ ᠮᠠᠨ᠋ᠳᠤᠬᠤ ᠤᠯᠠᠭᠠᠨ ᠨᠠᠷᠠ ᠰᠢᠭ
ᠣᠳᠣ ᠭᠠᠷᠤᠭᠠᠳ ᠬᠦᠷ ᠨᠠᠮᠠᠶᠢ ᠳᠠᠭᠠᠭᠠᠳ ᠢᠷ ᠡ
ᠰᠡᠳᠭᠢᠯ ᠢ ᠲᠠᠲᠠᠭᠰᠠᠨ ᠡᠨᠡ ᠳᠠᠭᠤᠨ ᠳᠤ ᠪᠢ ᠰᠣᠭᠲᠣᠭᠣᠷᠠᠨ ᠠ
ᠰᠢᠪᠡᠷᠡᠨ ᠣᠷᠣᠭᠰᠠᠨ ᠪᠣᠷᠣᠭᠠᠨ ᠳᠤ ᠨᠢ ᠥᠪᠡᠷ ᠢᠶᠡᠨ ᠳᠣᠭᠳᠣᠯᠣᠨ
ᠦᠷ ᠦᠨ ᠭᠡᠭᠡ ᠰᠢᠪᠠᠭᠤᠳ ᠤᠨ ᠴᠢᠮᠡᠭᠡ ᠲᠡᠢ ᠬᠠᠮᠲᠤ ᠨᠣᠶᠢᠷᠰᠤᠪᠠ
ᠦᠯᠢᠭᠡᠷ ᠳᠣᠮᠣᠭ ᠨᠢ ᠠᠮᠤᠭᠤᠯᠠᠩ ᠬᠥᠳᠡᠭᠡ ᠶᠢ ᠳᠦᠷᠰᠦᠯᠡᠪᠡ
ᠦᠳᠡᠰᠢ ᠶᠢᠨ ᠲᠤᠶᠠᠭᠠᠨ ᠳᠤ ᠳᠤᠯᠠᠭᠠᠴᠠᠭᠰᠠᠨ ᠴᠡᠴᠡᠭᠡᠰ ᠨᠢ ᠮᠢᠰᠢᠶᠡᠵᠦ
ᠥᠩᠭᠡᠷᠡᠭᠰᠡᠨ ᠢ ᠮᠢᠨᠢ ᠣᠷᠣ ᠲᠠᠰᠤ ᠮᠠᠷᠲᠠᠭᠤᠯᠪᠠ
ᠬᠠᠷᠠᠭᠠᠳ ᠬᠠᠷᠠᠭᠠᠳ ᠰᠡᠳᠭᠢᠯ ᠬᠠᠨᠤᠳᠠᠭ ᠦᠭᠡᠢ
ᠬᠠᠶᠢᠷ ᠠ ᠶᠢ ᠲᠠᠲᠠᠭᠰᠠᠨ ᠦᠯᠦᠭᠡᠢ ᠨᠤᠲᠤᠭ ᠮᠢᠨᠢ
ᠨᠤᠲᠤᠭ ᠤᠨ ᠮᠢᠨᠢ ᠰᠠᠯᠬᠢ ᠲᠠᠶᠢᠪᠤᠩ ᠠᠮᠤᠭᠤᠯᠠᠩ
ᠨᠠᠭᠤᠷ ᠤᠨ ᠮᠢᠨᠢ ᠬᠥᠪᠡᠭᠡᠨ ᠳᠦ ᠰᠢᠪᠠᠭᠤᠳ ᠨᠢ ᠵᠢᠷᠭᠢᠭᠡᠳ
ᠲᠣᠭᠣᠷᠢᠭ ᠰᠠᠷᠠᠨ ᠤ ᠮᠥᠩᠭᠦᠨ ᠲᠤᠶᠠᠭᠠᠨ ᠳᠥ
ᠳᠤᠯᠠᠭᠠᠨ ᠰᠦᠨᠢ ᠶᠢ ᠮᠢᠯᠢᠶᠠᠨ ᠴᠢᠮᠡᠯ ᠡ
ᠳᠣᠭᠳᠣᠯᠬᠣ ᠰᠡᠳᠭᠢᠯ ᠦᠨ ᠮᠢᠨᠢ ᠭᠦᠨ ᠳᠥ ᠰᠢᠷᠦᠭᠦᠨ ᠳᠠᠪᠠᠯᠭᠠᠨ ᠪᠣᠰᠣᠯ ᠠ
ᠵᠠᠭᠤᠨ ᠵᠠᠭᠤᠨ ᠢ ᠲᠤᠭᠤᠯᠤᠨ ᠢᠷᠦᠭᠡᠯ ᠳᠦᠭᠦᠷᠡᠩ ᠪᠡᠯᠭᠡᠳᠡᠭᠰᠡᠨ
ᠮᠢᠨᠦ ᠵᠢᠷᠦᠬᠡᠨ ᠳᠦ ᠤᠶᠠᠭᠠᠲᠠᠢ ᠠᠭᠤᠯᠠ ᠤᠰᠤᠨ ᠤ ᠮᠢᠨᠢ ᠴᠢᠮᠡᠭᠡ
ᠴᠤᠤᠭᠢᠶ ᠠ ᠨᠠᠷᠭᠢᠶ ᠠ ᠳᠤᠮᠳᠠ ᠪᠠᠨ ᠵᠢᠷᠦᠬᠡ ᠬᠥᠪᠥᠯᠵᠡᠭᠡᠳ
ᠮᠢᠨᠦ ᠵᠡᠭᠦᠳᠦᠨ ᠳᠦ ᠬᠣᠯᠪᠤᠭᠠᠲᠠᠢ ᠡᠬᠡ ᠣᠷᠣᠨ ᠤ ᠮᠢᠨᠢ ᠴᠢᠮᠡᠭ
ᠬᠥᠳᠡᠭᠡ ᠬᠡᠭᠡᠷ ᠡ ᠶᠢᠨ ᠰᠠᠶᠢᠬᠠᠨ ᠴᠡᠯᠡᠭᠡᠷᠬᠡᠨ ᠲᠠᠯ ᠠ ᠪᠠᠨ
ᠬᠥᠯᠥᠭ ᠦᠨ ᠬᠣᠩᠭᠣᠷ ᠦᠦᠷᠰᠡᠭᠡ ᠪᠡᠷ ᠰᠡᠷᠡᠭᠡᠶ ᠡ
ᠬᠠᠩᠭᠠᠢ ᠳᠡᠯᠡᠬᠡᠢ ᠶᠢᠨ ᠴᠡᠩᠬᠡᠷᠡᠭᠦᠬᠡᠨ ᠰᠣᠨᠣᠷ ᠢ
ᠬᠠᠲᠠᠷᠢᠶᠠᠲᠤ ᠮᠣᠷᠢᠳ ᠤᠨ ᠲᠦᠪᠡᠷᠭᠡᠨ ᠢᠶᠡᠷ ᠶᠦᠷᠭᠦᠭᠦᠯᠦᠶ ᠡ
ᠤᠷᠲᠤ ᠶᠢᠨ ᠳᠠᠭᠤᠤ ᠶᠢᠨ ᠤᠶᠠᠨ ᠳᠤᠤᠯᠢᠶᠠᠨ ᠳᠥ
ᠠᠭᠤᠯᠠ ᠶᠢᠨ ᠤᠨᠢᠶᠠᠷ ᠤᠶᠠᠷᠠᠨ ᠨᠡᠭᠦᠭᠡᠳ
ᠬᠠᠩᠭᠠᠢ ᠶᠢᠨ ᠪᠤᠭᠤᠷᠤᠯ ᠲᠡᠦᠬᠡ ᠴᠤᠤᠷᠢᠶᠠᠨ ᠳᠥ
ᠬᠠᠶᠢᠷᠬᠠᠨ ᠠᠭᠤᠯᠠ ᠶᠢᠨ ᠰᠠᠯᠬᠢ ᠨᠢ ᠱᠤᠤᠭᠢᠭᠠᠳ
ᠮᠢᠨᠦ ᠲᠥᠷᠥᠭᠰᠡᠨ ᠨᠤᠲᠤᠭ ᠶᠠᠭ ᠯᠠ ᠵᠢᠷᠤᠭ ᠰᠢᠭ
ᠮᠡᠨ᠋ᠳᠦ ᠶᠢᠨ ᠴᠡᠩᠬᠡᠷ ᠬᠠᠳᠠᠭ ᠢᠶᠠᠨ ᠳᠡᠯᠬᠡᠨ ᠤᠷᠢᠬᠤ ᠰᠢᠭ
ᠬᠣᠯᠠ ᠶᠢᠨ ᠣᠯᠠᠨ ᠬᠦᠮᠦᠰ ᠵᠣᠷᠢᠨ ᠢᠷᠡᠬᠦ ᠰᠢᠭ
ᠬᠣᠷᠸ ᠠ ᠳᠡᠯᠡᠬᠡᠢ ᠪᠢᠳᠡᠨ ᠦ ᠳᠠᠭᠤᠤ ᠪᠠᠷ ᠰᠡᠷᠡᠬᠦ ᠰᠢᠭ
ᠮᠠᠰᠢᠨ ᠲᠠᠪᠬᠢᠬᠤ ᠬᠤᠷᠳᠤ ᠲᠠᠢ ᠵᠤᠨ ᠤ ᠭᠤᠷᠪᠠᠨ ᠰᠠᠷ ᠠ
ᠮᠠᠭᠠᠳ ᠤᠶᠢᠳᠬᠠᠷ ᠭᠤᠨᠢᠭ ᠵᠢᠡᠨ ᠣᠷᠬᠢᠨ ᠣᠳᠣ ᠰᠡᠷᠢ
ᠠᠭᠤᠯᠠᠰ ᠡᠭᠦᠯᠡᠰ ᠦᠨ ᠳᠡᠭᠡᠭᠦᠷ ᠮᠠᠨ᠋ᠳᠤᠬᠤ ᠤᠯᠠᠭᠠᠨ ᠨᠠᠷᠠ ᠰᠢᠭ
ᠣᠳᠣ ᠭᠠᠷᠤᠭᠠᠳ ᠬᠦᠷ ᠨᠠᠮᠠᠶᠢ ᠳᠠᠭᠠᠭᠠᠳ ᠢᠷ ᠡ
ᠮᠢᠨᠦ ᠲᠥᠷᠥᠭᠰᠡᠨ ᠨᠤᠲᠤᠭ ᠶᠠᠭ ᠯᠠ ᠵᠢᠷᠤᠭ ᠰᠢᠭ
ᠮᠡᠨ᠋ᠳᠦ ᠶᠢᠨ ᠴᠡᠩᠬᠡᠷ ᠬᠠᠳᠠᠭ ᠢᠶᠠᠨ ᠳᠡᠯᠬᠡᠨ ᠤᠷᠢᠬᠤ ᠰᠢᠭ
ᠬᠣᠯᠠ ᠶᠢᠨ ᠣᠯᠠᠨ ᠬᠦᠮᠦᠰ ᠵᠣᠷᠢᠨ ᠢᠷᠡᠬᠦ ᠰᠢᠭ
ᠬᠣᠷᠸ ᠠ ᠳᠡᠯᠡᠬᠡᠢ ᠪᠢᠳᠡᠨ ᠦ ᠳᠠᠭᠤᠤ ᠪᠠᠷ ᠰᠡᠷᠡᠬᠦ ᠰᠢᠭ
ᠮᠠᠰᠢᠨ ᠲᠠᠪᠬᠢᠬᠤ ᠬᠤᠷᠳᠤ ᠲᠠᠢ ᠵᠤᠨ ᠤ ᠭᠤᠷᠪᠠᠨ ᠰᠠᠷ ᠠ
ᠮᠠᠭᠠᠳ ᠤᠶᠢᠳᠬᠠᠷ ᠭᠤᠨᠢᠭ ᠵᠢᠡᠨ ᠣᠷᠬᠢᠨ ᠣᠳᠣ ᠰᠡᠷᠢ
ᠠᠭᠤᠯᠠᠰ ᠡᠭᠦᠯᠡᠰ ᠦᠨ ᠳᠡᠭᠡᠭᠦᠷ ᠮᠠᠨ᠋ᠳᠤᠬᠤ ᠤᠯᠠᠭᠠᠨ ᠨᠠᠷᠠ ᠰᠢᠭ
ᠣᠳᠣ ᠭᠠᠷᠤᠭᠠᠳ ᠬᠦᠷ ᠨᠠᠮᠠᠶᠢ ᠳᠠᠭᠠᠭᠠᠳ ᠢᠷ ᠡ
Zurag Shig (Single Version)-Sukiii/Sumenhuar/C-Family 推荐歌曲
Zurag Shig专辑下载
(2023-05-17)